English | 简体中文 | 繁體中文
查询

ᠮᠥᠩᠬᠡ ᠰᠣᠶᠤᠯ ᠤ᠋ᠨ ᠥᠯᠦᠭᠡᠢ歌词

作词 : ᠰ᠂ ᠤᠳᠬᠤᠨ
作曲 : ᠰᠢᠨᠡᠪᠠᠶᠠᠷ
ᠮᠥᠩᠬᠡ ᠰᠣᠶᠤᠯ ᠤ᠋ᠨ ᠥᠯᠦᠭᠡᠢ
ᠳᠥᠷᠪᠡᠳ ᠬᠣᠰᠢᠭᠤᠨ ᠪ ᠬᠣᠩᠭᠤᠷ ᠮᠣᠩᠭᠤᠯ ᠰᠤᠷᠭᠠᠭᠤᠯᠢ ᠶ᠋ᠢᠨ ᠳᠠᠭᠤᠤ
ᠳᠠᠭᠤᠴᠢᠨ : ᠰᠦᠮᠪᠦᠷ᠂ ᠲᠤᠨᠤᠯᠵᠠᠨ᠎ᠠ᠂ ᠲᠦᠮᠡᠨᠴᠡᠴᠡᠭ᠂ ᠨᠠᠰᠤᠨᠵᠢᠷᠭᠠᠯ
ᠲᠡᠭᠷᠢ ᠳ᠋ᠦ ᠮᠠᠨᠳᠤᠬᠤ ᠨᠠᠷᠠᠨ ᠭᠡᠷᠡᠯ ᠢ᠋ᠶ᠋ᠡᠨ ᠨᠢᠭᠤᠭ᠎ᠠ ᠦᠭᠡᠢ
ᠳᠡᠭᠡᠪᠦᠷᠢ ᠴᠤᠭᠤᠷᠬᠠᠢ ᠪᠠᠭᠤᠷᠢ ᠡᠴᠡ ᠢᠯᠴᠢ ᠪᠠᠨ ᠲᠠᠲᠠᠭ᠎ᠠ ᠦᠭᠡᠢ
ᠳᠡᠯᠭᠡᠷ ᠮᠣᠩᠭᠤᠯ ᠤ᠋ᠨ  ᠮᠢᠨᠢ ᠭᠣᠯᠤᠮᠲᠠ ᠤᠨᠲᠠᠷᠠᠬᠤ ᠶᠣᠰᠤ ᠦᠭᠡᠢ
ᠳᠡᠯᠡᠬᠡᠢ ᠶ᠋ᠢᠨ ᠥᠷᠦᠴᠡᠨ ᠳᠡᠭᠡᠷ᠎ᠡ ᠲᠤᠯᠭ᠎ᠠ ᠮᠢᠨᠢ ᠪᠠᠳᠠᠷᠠᠨ᠎ᠠ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ  ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ
ᠬᠡᠤᠬᠡᠳ ᠦᠯᠦᠭᠡᠢᠢᠳᠡᠭᠰᠡᠨ ᠡᠵᠢ ᠨᠤᠭᠦᠳ ᠦᠯᠢᠭᠡᠷ ᠢ᠋ᠶ᠋ᠡᠨ ᠮᠠᠷᠲᠠᠭ᠎ᠠ ᠦᠭᠡᠢ
ᠬᠦᠢᠲᠡᠨ ᠰᠢᠮᠠᠷᠭ᠎ᠠ ᠲᠠᠢ ᠰᠥᠨᠢ ᠪᠠᠷ ᠴᠦ ᠭᠠᠯ ᠢ᠋ᠶ᠋ᠡᠨ ᠲᠠᠷᠤᠭ᠎ᠠ ᠦᠭᠡᠢ
ᠬᠥᠬᠡ ᠮᠣᠩᠭᠤᠯ ᠤ᠋ᠨ  ᠮᠢᠨᠢ ᠰᠣᠶᠤᠯ ᠪᠥᠬᠦᠬᠦ ᠶᠣᠰᠤ ᠦᠭᠡᠢ
ᠬᠥᠮᠦᠨ ᠵᠠᠶᠠᠭᠠᠲᠦ ᠣᠷᠴᠢᠯᠠᠩ ᠳ᠋ᠦ ᠨᠡᠷ᠎ᠡ ᠪᠠᠨ ᠲᠠᠭᠤᠳᠠᠭᠤᠯᠤᠨ᠎ᠠ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ  ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ
ᠪᠤᠭᠤᠷᠤᠯ ᠰᠠᠭᠤᠭᠰᠠᠨ ᠪᠠᠭᠰᠢ ᠶ᠋ᠢᠨ ᠬᠠᠢᠢᠷ᠎ᠠ ᠨᠢ ᠨᠢᠮᠭᠡᠷᠡᠭᠡ ᠦᠭᠡᠢ
ᠪᠤᠶᠠᠨ ᠢ᠋ᠶ᠋ᠡᠨ ᠡᠷᠭᠦᠭᠰᠡᠨ ᠲᠦᠮᠡᠨ ᠪ ᠬᠦᠰᠡᠯ ᠢ᠋ ᠨᠢ ᠣᠷᠬᠢᠭ᠎ᠠ ᠦᠭᠡᠢ
ᠪᠠᠷᠳᠠᠮ ᠮᠣᠩᠭᠤᠯ ᠤ᠋ᠨ ᠥᠪ ᠳᠤᠮᠳᠠᠷᠠᠬᠤ ᠶᠣᠰᠤ ᠦᠭᠡᠢ
ᠪᠢᠯᠢᠭᠦᠨ ᠨᠣᠮᠴᠢ ᠬᠥᠪᠡᠭᠦᠳ ᠨᠤᠲᠤᠭ ᠢ᠋ᠶ᠋ᠡᠨ ᠮᠠᠨᠳᠤᠭᠤᠯᠤᠨ᠎ᠠ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ  ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ
ᠰᠣᠶᠤᠯ ᠤ᠋ᠨ ᠨᠠᠷᠠᠨ ᠭᠡᠢᠢᠭᠦᠯᠦᠭᠰᠡᠨ
ᠬᠣᠩᠭᠤᠷ ᠮᠣᠩᠭᠤᠯ ᠰᠤᠷᠭᠠᠭᠤᠯᠢ ᠮᠢᠨᠢ
ᠭᠣᠪᠢ ᠶ᠋ᠢᠨ ᠤᠯᠠᠨ ᠬᠡᠤᠬᠡᠳ ᠤ᠋ᠳ  ᠢ᠋
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ
ᠬᠤᠯᠠ ᠶ᠋ᠢᠨ ᠠᠶᠠᠨ ᠳ᠋ᠦ ᠴᠦᠷᠬᠡᠯᠡᠭᠦᠯᠥᠨ᠎ᠡ
补充纠错
上一曲歌名: 纯洁荒凉的地方歌词
下一曲歌名: Okage the Shadow King歌词